Erdniin Sudart Alshaa/色彩斑瀾的阿拉善歌詞

添加日期:2023-11-22 時長:03分50秒 歌手:Maj7_Music

編曲 : Maj7_Music
ᠡᠷᠳᠡᠨᠢ ᠶ᠋ᠢᠨ ᠰᠤᠳᠤᠷᠳᠤ ᠠᠯᠠᠱᠠ
ᠦᠭᠡ ᠠᠶ᠎ᠠ ᠄  ᠰ · ᠡᠩᠭᠡᠪᠠᠶᠠᠷ
ᠲᠠᠭᠣᠴᠢᠨ ᠄ ᠪᠠᠶᠠᠨᠮᠦ᠋ᠩᠬᠡ Maj7_Music
ᠲᠤᠷᠭᠠᠨ ᠰᠢᠷᠭᠠᠯ ᠮᠠᠩᠬᠠᠨ ᠲᠠᠯᠠᠢ ᠲᠠᠢ
ᠲᠦᠮᠡᠨ ᠰᠢᠪᠠᠭᠤᠳ ᠤᠨ ᠲᠡᠭᠷᠢ ᠨᠠᠭᠤᠷ ᠲᠠᠢ
ᠬᠠᠷᠠᠭᠠᠳ ᠬᠠᠷᠠᠭᠠᠳ ᠬᠠᠨᠤᠰᠢ ᠦᠭᠡᠢ
ᠬᠠᠳᠠᠨ ᠵᠢᠷᠤᠭ ᠤᠨ ᠬᠤᠤᠰ ᠦᠭᠡᠢ ᠬᠠᠶᠢᠷᠬᠠᠨ ᠲᠠᠢ
ᠭᠠᠳᠤᠯᠤᠭᠠᠳ ᠭᠠᠷᠤᠰᠢ ᠦᠭᠡᠢ ᠭᠠᠩᠭ᠎ᠠ ᠶ᠋ᠢᠨ ᠬᠠᠪᠴᠢᠯ ᠲᠠᠢ
ᠭᠠᠩᠳᠠᠭᠠᠳ ᠤᠨᠠᠰᠢ ᠦᠭᠡᠢ ᠭᠠᠯᠪᠠ ᠶ᠋ᠢᠨ ᠲᠤᠤᠷᠠᠢ ᠲᠠᠢ
ᠬᠠᠶᠢᠷᠠᠯᠠᠭᠠᠳ ᠬᠠᠶᠢᠷᠠᠯᠠᠭᠠᠳ ᠬᠠᠷᠠᠮ ᠦᠭᠡᠢ
ᠬᠠᠶᠢᠯᠭᠠᠨ ᠴᠢᠯᠠᠭᠤᠳ ᠤᠨ ᠬᠠᠨᠠᠭᠠᠷ ᠶᠡᠬᠡ ᠭᠣᠪᠢ ᠲᠠᠢ
ᠠᠯᠠᠱᠠ ᠨᠤᠲᠤᠭ ᠤᠨ ᠠᠷᠪᠠᠨ ᠡᠷᠳᠡᠨᠢ
ᠠᠷᠢᠭᠤᠬᠠᠨ ᠴᠠᠭᠠᠨ ᠪᠤᠶᠠᠨᠲᠤ ᠰᠤᠳᠤᠷ
ᠠᠯᠠᠱᠠ ᠨᠤᠲᠤᠭ ᠤᠨ ᠠᠷᠪᠠᠨ ᠡᠷᠳᠡᠨᠢ
ᠠᠮᠢᠳᠤ ᠳᠡᠯᠡᠬᠡᠢ ᠶ᠋ᠢᠨ ᠠᠯᠲᠠᠨ ᠰᠤᠳᠤᠷ ᠡ
ᠳᠤᠷᠠᠰᠤᠭᠠᠳ ᠳᠤᠷᠠᠰᠤᠭᠠᠳ ᠳᠠᠭᠤᠰᠤᠰᠢ ᠦᠭᠡᠢ
ᠳᠠᠭᠤᠯᠢᠮ᠎ᠠ ᠬᠣᠯᠠ ᠶ᠋ᠢᠨ ᠳᠡᠯᠭᠡᠷ ᠲᠡᠦᠬᠡ ᠲᠠᠢ
ᠳᠠᠭᠤᠯᠠᠭᠠᠳ ᠳᠠᠭᠤᠯᠠᠭᠠᠳ ᠳᠤᠮᠳᠠᠷᠠᠰᠢ ᠦᠭᠡᠢ
ᠳᠠᠭᠤᠨ ᠤ ᠲᠦᠷᠢᠯᠭᠡᠲᠦ ᠥᠯᠥᠭᠡᠢ ᠨᠤᠲᠤᠭ ᠲᠠᠢ
ᠠᠯᠠᠱᠠ ᠨᠤᠲᠤᠭ ᠤᠨ ᠠᠷᠪᠠᠨ ᠡᠷᠳᠡᠨᠢ
ᠠᠷᠢᠭᠤᠬᠠᠨ ᠴᠠᠭᠠᠨ ᠪᠤᠶᠠᠨᠲᠤ ᠰᠤᠳᠤᠷ
ᠠᠯᠠᠱᠠ ᠨᠤᠲᠤᠭ ᠤᠨ ᠠᠷᠪᠠᠨ ᠡᠷᠳᠡᠨᠢ
ᠠᠮᠢᠳᠤ ᠳᠡᠯᠡᠬᠡᠢ ᠶ᠋ᠢᠨ ᠠᠯᠲᠠᠨ ᠰᠤᠳᠤᠷ ᠡ
ᠠᠮᠢᠳᠤ ᠳᠡᠯᠡᠬᠡᠢ ᠶ᠋ᠢᠨ ᠠᠯᠲᠠᠨ ᠰᠤᠳᠤᠷ ᠡ
更多>

喜歡【Maj7_Music】您也可能喜歡TA們的歌詞…

更多>

最新歌詞